ᠲᠠᠨᠢᠯᠴᠠᠭᠤᠯᠭ᠎ᠠ
ᠬᠦᠬᠡ ᠲᠤᠷᠭᠠᠨ ᠲᠡᠷᠯᠢᠭ
ᠨᠠ‍ ᠂ ᠰᠠᠶᠢᠴᠤᠭᠳᠣ
ᠰᠢᠯᠢ ᠶ᠋ᠢᠨ ᠨᠤᠭᠤᠭᠠᠨ ᠲᠡᠨᠵᠢᠨ ᠲᠡᠭᠡᠷ᠎ᠡ
ᠰᠢᠨᠡᠭᠡᠨ ᠴᠠᠭᠠᠨ ᠭᠡᠷ ᠳᠡᠬᠢ
ᠰᠡᠷᠬᠦᠯᠡᠩ ᠵᠠᠩ ᠲᠠᠢ ᠬᠡᠤᠬᠡᠨ ᠤ
ᠰᠡᠳᠬᠢᠯ ᠢ ᠨᠢ ᠶᠡᠷᠤ ᠮᠡᠳᠡᠭᠰᠡᠨ ᠦᠭᠡᠢ
ᠬᠦᠬᠡ ᠲᠤᠷᠭᠠᠨ ᠲᠡᠷᠯᠢᠭ ᠢᠶ᠋ᠡᠨ
ᠬᠦᠳᠡᠷ ᠰᠠᠶᠢᠬᠠᠨ ᠤᠶᠤᠵᠤ ᠪᠠᠶᠢᠨ᠎ᠠ
ᠬᠦᠭᠡᠷᠦᠬᠦᠨ ᠲᠦᠷᠦᠭᠰᠡᠨ ᠬᠡᠤᠬᠡᠨ ᠭᠤᠸᠠᠢ
ᠬᠡᠨ ᠳ᠋ᠥ ᠴᠦ ᠤᠶᠤᠵᠤ ᠪᠠᠶᠢᠬᠤ ᠶ᠋ᠢ ᠪᠦᠦ ᠮᠡᠳᠡ
ᠤᠯᠠᠭᠠᠨ ᠪᠤᠨᠳᠤᠭᠤᠷ ᠬᠠᠴᠠᠷ ᠲᠠᠢ
ᠤᠳᠠ ᠶ᠋ᠢᠨ ᠨᠠᠪᠴᠢᠨ ᠬᠦᠮᠦᠰᠭᠡ ᠲᠠᠢ
ᠤᠬᠠᠭᠠᠷᠠᠭ ᠵᠠᠩ ᠲᠠᠢ ᠬᠡᠤᠬᠡᠨ ᠤ
ᠤᠷᠠᠨ ᠴᠦ ᠭᠡᠳᠡᠭ ᠨᠢ ᠶᠠᠷᠢᠶᠠᠨ ᠦᠭᠡᠢ
ᠲᠣᠷᠭ᠎ᠠ ᠶ᠋ᠢᠨ ᠭᠡᠵᠤ ᠲᠣᠷᠭ᠎ᠠ ‍ᠤᠤ ᠳ᠋ᠠ
ᠲᠣᠳᠤᠬᠠᠨ ᠬᠤᠷᠴᠠ ᠦᠩᠬᠡ ᠲᠠᠢ ᠳ᠋ᠠ
ᠲᠤᠷᠮᠤᠭᠤᠷ ᠨᠢᠳᠣ ᠲᠠᠢ ᠬᠡᠤᠭᠡᠨ ᠤ
ᠲᠤᠭᠣᠵᠣ ᠠᠪᠤᠭᠰᠠᠨ ᠲᠣᠷᠭ᠎ᠠ ᠶᠤᠮ ᠪᠠᠶᠢᠨ᠎ᠠ
ᠤᠷᠠᠨ ᠵᠦᠭᠡᠯᠡᠨ ᠭᠠᠷ ᠤᠨ ᠬᠢᠨᠢ
ᠬᠦᠳᠡᠯᠵᠤ ᠪᠠᠷᠢᠬᠤ ᠨᠢ ᠲᠦᠷᠭᠡᠨ ᠭᠡᠵᠤ ᠡ
ᠤᠯᠠᠪᠤᠷ ᠰᠢᠷ᠎ᠠ ᠡᠮᠵᠢᠶᠡᠷᠢ ᠵᠢ ᠨᠢ
ᠲᠠᠷᠤᠭᠤᠯᠵᠤ ᠪᠠᠶᠢᠬᠤ ᠨᠢ ᠰᠠᠶᠢᠬᠠᠨ ᠭᠡᠵᠤ ᠡ
ᠶᠠᠭᠠᠷᠠᠤ ᠮᠠᠶᠢᠭᠳᠠᠢ ᠤᠶᠤᠵᠣ ᠪᠠᠶᠢᠳᠠᠯ᠎ᠠ
ᠶᠠᠭᠠᠬᠢᠭᠰᠠᠨ ᠰᠠᠶᠢᠬᠠᠨ ᠤᠶᠤᠬᠣ ᠨᠢ ᠪᠤᠢ
ᠶᠠᠮᠠᠷ ᠬᠦᠮᠤᠨ ᠳ᠋ᠥ ᠵᠤᠷᠢᠭᠤᠯᠵᠣ ᠪᠠᠶᠢᠬᠤ ᠶ᠋ᠢ ᠨᠢ ᠪᠦᠦ ᠮᠡᠳᠡ
ᠶᠠᠷᠢᠯᠴᠠᠵᠤ ᠮᠡᠳᠡᠶ᠎ᠡ ᠭᠡᠵᠤ ᠪᠤᠳᠤᠭᠳᠠᠯ᠎ᠠ
ᠲᠠᠭᠠᠳᠠᠢ ᠭᠤᠶᠤᠬᠠᠨ ᠲᠡᠷᠯᠢᠭ ᠪᠠᠶᠢᠨ᠎ᠠ
ᠲᠠ ᠪᠡᠶ᠎ᠡ ᠳ᠋ᠥ ᠪᠡᠨ ᠤᠶᠤᠵᠣ ᠪᠠᠶᠢᠨ᠎ᠠ ‍ᠤᠤ ᠭᠡᠵᠤ
ᠬᠡᠤᠬᠡᠨ ᠬᠦᠮᠤᠨ ᠡᠴᠠ ᠲᠠᠭᠠᠮᠠᠭᠯᠠᠵᠤ ᠪᠢ ᠠᠰᠠᠭᠤᠯ᠎ᠠ
ᠦᠭᠡᠢ ᠂ ᠡᠨᠡ ᠮᠢᠨᠤᠬᠢ ᠪᠢᠰᠢ
ᠦᠪᠡᠷ ᠢᠶ᠋ᠡᠨ ᠪᠢ ᠡᠮᠤᠰᠬᠦ ᠶᠤᠮᠪᠣᠯ
ᠨᠤᠭᠤᠭᠠᠨ ᠲᠤᠷᠭᠠᠨ ᠲᠡᠷᠯᠢᠭ ᠳ᠋ᠥ ᠪᠡᠨ
ᠤᠯᠠᠭᠠᠨ ᠡᠮᠵᠢᠶᠡᠷᠢ ᠲᠠᠷᠤᠭᠤᠯᠤᠨ᠎ᠠᠭᠡᠯ᠎ᠡ
ᠤᠷᠤᠭᠯᠠᠵᠤ ᠪᠠᠷᠢᠯᠳᠤᠭᠰᠠᠨ ᠨᠦᠬᠦᠷᠯᠡᠪᠡᠯ ᠲᠣ ᠪᠠᠨ
ᠤᠷᠠᠯᠠᠨ ᠶᠤᠵᠤ ᠪᠠᠶᠢᠨ᠎ᠠ ‍ᠤᠤ ᠭᠡᠵᠤ
 ᠤᠬᠤᠴᠢᠯᠠᠵᠤ ᠪᠠᠰᠠ ᠠᠰᠠᠭᠤᠯ᠎ᠠ
ᠠᠷᠪᠠᠨ ᠨᠠᠢᠮᠠᠨ ᠨᠠᠰᠣᠳᠠᠢ ᠪᠢ
ᠠᠶᠢᠯ ᠤᠨ ᠭᠠᠵᠠᠷ ᠮᠣᠷᠳᠤᠭ᠎ᠠ ᠦᠭᠡᠢ ᠭᠡᠵᠤ
ᠠᠭᠠᠵᠠᠭᠤᠬᠠᠨ ᠰᠢᠭ ᠬᠠᠷᠢᠭᠤᠯᠤᠭᠠᠳ
ᠠᠯᠠᠭ ᠨᠢᠳᠣ ᠨᠢ ᠢᠨᠢᠶᠡᠮᠰᠦᠭᠯᠡᠨ᠎ᠡ
ᠠ ᠲᠡᠭᠡᠪᠡᠯ ᠲᠠ ᠡᠭᠦᠨ ᠢ
ᠠᠬ᠎ᠠ ᠳ᠋ᠥ ᠪᠡᠨ ᠤᠶᠤᠵᠣ ᠪᠠᠶᠢᠨ᠎ᠠ ᠰᠢᠤ ᠳ᠋ᠠᠭᠡᠵᠤ
ᠠᠭᠠᠰᠢ ᠢᠴᠢᠶᠡᠮᠳᠤᠭᠡᠢ ᠬᠡᠤᠬᠡᠨ ᠡᠴᠠ ᠠᠬᠢᠭᠠᠳ ᠪᠠᠰᠠ ᠠᠰᠠᠭᠤᠯ᠎ᠠ
ᠡᠵᠢ ᠠᠪᠤ᠋ ᠡᠴᠠ ᠲᠦᠷᠦᠬᠦᠯᠬᠦ ᠳ᠋ᠥ ᠪᠡᠨ ᠪᠢ
ᠡᠭᠡᠴᠢ ᠲᠡᠭᠦᠦ ᠬᠤᠶᠠᠷ ᠪᠢᠯᠡ
ᠡᠩᠬᠦᠷᠡᠢ ᠬᠠᠶᠢᠷᠠᠲᠠᠢ ᠲᠡᠭᠦᠦ ᠮᠢᠨᠢ
ᠡᠳᠦᠭᠡ ᠰᠤᠷᠭᠠᠭᠤᠯᠢ ᠳ᠋ᠥ ᠰᠠᠭᠤᠵᠠᠢ ᠭᠡᠯ᠎ᠡ
ᠲᠡᠭᠡᠪᠡᠯ ᠬᠡᠨ ᠦ ᠬᠢ ᠪᠤᠯᠴᠢᠬᠠᠪᠠ ᠭᠡᠪᠡᠯ
ᠢᠯᠡᠬᠡᠨ ᠬᠠᠷᠠᠭᠤᠯᠵᠣ ᠦᠭᠬᠦᠭᠰᠡᠨ ᠦᠭᠡᠢ
ᠢᠴᠢᠵᠤ ᠲᠤᠭᠤᠭᠰᠢ ᠪᠠᠨ ᠬᠠᠷᠠᠵᠤ
ᠢᠨᠢᠶᠡᠮᠰᠦᠭᠯᠡᠵᠤ ᠴᠢᠷᠠᠢ ᠨᠢ ᠤᠯᠠᠶᠢᠯ᠎ᠠ
ᠠᠭᠠᠬᠢᠮ᠎ᠠ ᠵᠠᠯᠠᠭᠤᠬᠠᠨ ᠨᠠᠰᠤᠳᠠᠢ
ᠠᠶᠢᠯ ᠤᠨ ᠲᠠᠨᠢᠬᠤ ᠦᠭᠡᠢ ᠬᠡᠤᠬᠡᠨ ᠡᠴᠠ
ᠠᠷᠠᠢ ᠲᠤᠮᠤᠭ᠎ᠠ ᠦᠭᠡᠢ ᠠᠰᠠᠭᠤᠭᠰᠠᠨᠳ᠋ᠥ ᠪᠡᠨ
ᠠᠷᠭ᠎ᠠ ᠮᠢᠨᠢ ᠵᠢᠭᠠᠬᠠᠨ ᠪᠠᠷᠠᠭᠳᠠᠯ᠎ᠠ
ᠬᠠᠯᠠᠭᠤᠨ ᠴᠠᠢ ᠪᠠᠨ ᠰᠦᠯᠡᠭᠰᠡᠭᠡᠷ
ᠬᠠᠷᠠᠵᠤ ᠪᠠᠶᠢᠭᠰᠠᠨ ᠡᠮᠡᠭᠡᠨ ᠭᠤᠸᠠᠢ
ᠬᠠᠪ ᠦᠭᠡᠢ ᠰᠢᠭ ᠪᠤᠯᠤᠭᠰᠠᠨ ᠢ ᠦᠵᠡᠭᠡᠳ
ᠬᠠᠵᠠᠭᠤ ᠡᠴᠠ ᠶᠠᠷᠢᠵᠤ ᠡᠬᠢᠯᠡᠯ᠎ᠡ
ᠡᠨᠡ ᠴᠠᠭ ᠤᠨ ᠬᠡᠤᠬᠡᠳ
ᠡᠷᠬᠡ ᠴᠢᠯᠥᠭᠡ ᠲᠠᠢ ᠰᠠᠶᠢᠬᠠᠨ ᠪᠠᠶᠢᠨ᠎ᠠ
ᠲᠤᠷᠠᠯᠠᠭᠰᠠᠨ ᠵᠦᠢᠯ ᠪᠦᠬᠦᠨ ᠳ᠋ᠥ ᠪᠡᠨ
ᠲᠣᠷ᠎ᠠ ᠪᠠᠷ ᠢᠶᠡᠨ ᠦᠢᠯᠡᠳᠬᠦ ᠥᠪ ᠲᠠᠢ
ᠬᠠᠷᠠᠩᠭᠤᠢ ᠲᠡᠷᠡ ᠨᠡᠶᠢᠭᠡᠮ ᠳ᠋ᠥ ᠬᠠᠯᠠ ᠶ᠋ᠢ
ᠦᠵᠡᠭᠰᠡᠨ ᠪᠢᠳᠡ ᠬᠤᠶᠠᠷ
ᠬᠠᠶᠢᠷᠠᠳᠤ ᠬᠡᠤᠬᠡᠳ ᠤᠨ ᠶᠠᠪᠤᠳᠠᠯ ᠢ
ᠬᠠᠮᠢᠶᠠᠷᠴᠣ ᠶᠡᠷᠤ ᠦᠵᠡᠳᠡᠭ ᠦᠭᠡᠢ ᠰᠢᠤ
ᠠᠵᠠᠳᠠᠢ ᠲᠦᠷᠦᠭᠰᠡᠨ ᠭᠡᠤᠬᠡᠨ ᠮᠢᠨᠢ
ᠠᠵᠢᠯ ᠳ᠋ᠥ ᠶᠡᠬᠡ ᠰᠠᠶᠢᠨ ᠰᠢᠤ
ᠠᠶᠢᠯ ᠤᠨ ᠤᠯᠠᠨ ᠪᠦᠭᠦᠳᠡ
ᠠᠶᠠᠳᠠᠢ ᠬᠡᠤᠬᠡᠨ ᠭᠡᠵᠤ ᠮᠠᠭᠳᠠᠳᠠᠭ ᠰᠢᠤ
ᠬᠦᠬᠡ ᠴᠡᠩᠬᠡᠷ ᠠᠯᠴᠢᠭᠤᠷ ᠢᠶᠡᠨ
ᠬᠦᠵᠦᠬᠦᠨ ᠲᠡᠭᠡᠷ᠎ᠡ ᠪᠡᠨ ᠪᠠᠭᠤᠯᠭᠠᠭᠰᠠᠨ
ᠬᠥᠷᠡᠨ ᠤᠯᠠᠭᠠᠨ ᠴᠢᠷᠠᠢ ᠲᠠᠢ ᠬᠡᠤᠬᠡᠨ ᠲᠤᠭᠤᠢ ᠢᠨᠢᠶᠡᠵᠤ ᠪᠠᠶᠢᠨ᠎ᠠ
ᠴᠢᠭᠠᠳᠣᠬᠢ ᠤᠶᠤᠳᠠᠯ ᠢᠶᠡᠨ ᠲᠠᠯᠪᠢ ᠳ᠋ᠠ
ᠴᠠᠢ ᠪᠠᠨᠬᠠᠯᠠᠭᠤᠨ ᠳ᠋ᠥ ᠨᠢ ᠤᠭᠤᠤ ᠳ᠋ᠠᠭᠡᠵᠤ
ᠴᠠᠭᠯᠠᠰᠢ ᠦᠭᠡᠢ ᠬᠠᠶᠢᠷᠠᠲᠠᠢ ᠡᠵᠢ ᠨᠢ
ᠴᠠᠭᠠᠰᠢ ᠪᠠᠨ ᠬᠡᠤᠬᠡᠨ ᠳ᠋ᠥ ᠪᠡᠨ ᠬᠡᠯᠡᠯ᠎ᠡ
ᠠᠶᠢᠮᠠᠭ ᠤᠨ ᠨᠠᠭᠠᠳᠣᠮ ᠡᠴᠠ ᠤᠷᠢᠳᠤᠵᠤ ᠪᠢ
ᠠᠮᠵᠢᠵᠤ ᠤᠶᠤᠶ᠎ᠠ ᠭᠡᠰᠡᠨ ᠶᠤᠮ ᠡᠵᠢ ᠡ ᠭᠡᠵᠤ
ᠠᠮᠠ ᠠᠯᠳᠠᠵᠤ ᠭᠠᠷᠭᠠᠭᠰᠠᠨ ᠳ᠋ᠥ ᠪᠡᠨ
ᠠᠷᠭ᠎ᠠ ᠪᠠᠷᠠᠭᠳᠠᠭᠰᠠᠨ ᠰᠢᠭ ᠪᠤᠯᠴᠢᠬᠠᠯ᠎ᠠ
 ᠬᠦᠭᠡᠷᠦᠬᠦᠨ ᠲᠦᠷᠦᠭᠰᠡᠨ ᠬᠡᠤᠬᠡᠨ ᠤ ᠪᠠᠨ
ᠬᠥ᠋ ᠬᠠᠷᠠᠬᠠᠨ ᠭᠡᠵᠢᠭᠡ ᠶ᠋ᠢ ᠨᠢ
ᠬᠠᠭᠤᠷᠠᠶᠢᠳᠠᠨ ᠲᠠᠭᠠᠯᠠᠵᠤ ᠢᠯᠢᠪᠰᠡᠭᠡᠷ
ᠬᠦᠭᠰᠢᠨ ᠢᠩᠬᠢᠵᠤ ᠬᠡᠯᠡᠯ᠎ᠡ
ᠦᠨᠢᠷ ᠦᠨ ᠬᠦᠪᠡᠭᠦᠨ ᠵᠢᠷᠭᠠᠯᠰᠠᠶᠢᠨ
ᠦᠨᠡᠨᠴᠢ ᠰᠢᠳᠤᠷᠭᠣ ᠬᠦᠦ ᠶᠤᠮ
ᠬᠦᠳᠡᠯᠮᠤᠷᠢ ᠶ᠋ᠢᠨ ᠵᠢᠱᠢᠶᠡᠴᠢ ᠪᠤᠯᠤᠯ᠎ᠠ ᠭᠡᠳ
ᠬᠦᠮᠤᠨ ᠪᠦᠭᠦᠨ ᠬᠠᠶᠢᠷᠠᠯᠠᠳᠠᠭ ᠶᠤᠮ
ᠵᠢᠷᠭᠠᠯ ᠲᠠᠢ ᠴᠠᠭ ᠤᠨ ᠬᠡᠤᠬᠡᠳ ᠤᠳ ᠪᠠᠶᠢᠨ᠎ᠠ ᠳ᠋ᠠ
ᠵᠠᠶᠠᠭ᠎ᠠ ᠲᠠᠢ ᠲᠦᠷᠦᠭᠰᠡᠨ ᠪᠠᠭᠠᠴᠣᠳ ᠪᠠᠶᠢᠨ᠎ᠠ
ᠵᠠᠩ ᠵᠠᠩ ᠢᠶᠡᠨ ᠮᠡᠳᠡᠯᠴᠡᠪᠡᠯ ᠵᠠ ᠶᠠᠭᠠᠬᠢᠬᠤ ᠪᠤᠢ
ᠲᠣᠷ᠎ᠠ ᠢᠶᠠᠷ ᠢᠶᠡᠨ ᠪᠤᠯᠣᠭ ᠡ ᠭᠡᠯ᠎ᠡ
ᠡᠷᠤᠢ ᠬᠤᠷᠤᠢ ᠦᠭᠡᠢ ᠶᠠᠷᠢᠭᠠᠳ
ᠡᠵᠢ ᠲᠠᠩᠴᠣ ᠰᠤᠯᠢᠶᠠᠷᠠᠬᠤ ᠶᠤᠮ
ᠬᠦᠮᠤᠨ ᠤ ᠬᠦᠦ ᠶ᠋ᠢᠨ ᠰᠠᠶᠢᠨ
ᠨᠠᠳᠠ ᠶᠠᠭᠤᠨ ᠤ ᠬᠠᠮᠢᠶ᠎ᠠ ᠶᠤᠮ
ᠭᠡᠵᠤ ᠤᠳᠠᠰᠣ ᠵᠡᠬᠦᠦ ᠪᠡᠨ ᠲᠠᠳᠠᠭᠤᠯᠤᠭᠠᠳ
ᠠᠭᠤᠷᠠᠯᠠᠭᠰᠠᠨ ᠴᠢᠷᠠᠢ ᠭᠠᠷᠭᠠᠭᠰᠠᠨ ᠤ
ᠤᠤᠬᠠᠢ ᠦᠨᠡᠬᠡᠷ ᠲᠡᠶᠢᠮᠤ ᠪᠠᠶᠢᠨ᠎ᠠ ᠭᠡᠰᠡᠨ ᠰᠢᠭ
ᠤᠯᠠᠶᠢᠭᠰᠠᠨ ᠴᠢᠷᠠᠢ ᠨᠢ ᠪᠠᠶᠠᠷᠳᠠᠢ ᠪᠠᠶᠢᠨ᠎ᠠ
ᠰᠢᠯᠢ ᠶ᠋ᠢᠨ ᠨᠤᠭᠤᠭᠠᠨ ᠲᠡᠨᠵᠢᠨ ᠲᠡᠭᠡᠷ᠎ᠡ
ᠰᠢᠨᠡᠭᠡᠨ ᠴᠠᠭᠠᠨ ᠭᠡᠷ ᠳᠡᠬᠢ
ᠰᠡᠷᠬᠦᠯᠡᠩ ᠵᠠᠩ ᠲᠠᠢ ᠬᠡᠤᠬᠡᠨ ᠤ
ᠰᠡᠳᠬᠢᠯ ᠢ ᠨᠢ ᠶᠡᠷᠤ ᠮᠡᠳᠡᠭᠰᠡᠨ ᠦᠭᠡᠢ
ᠬᠦᠬᠡ ᠲᠤᠷᠭᠠᠨ ᠲᠡᠷᠯᠢᠭ ᠢᠶ᠋ᠡᠨ
ᠬᠦᠳᠡᠷ ᠰᠠᠶᠢᠬᠠᠨ ᠤᠶᠤᠵᠤ ᠪᠠᠶᠢᠨ᠎ᠠ
ᠬᠦᠭᠡᠷᠦᠬᠦᠨ ᠲᠦᠷᠦᠭᠰᠡᠨ ᠬᠡᠤᠬᠡᠨ ᠭᠤᠸᠠᠢ
ᠬᠡᠨ ᠳ᠋ᠥ ᠴᠦ ᠤᠶᠤᠵᠤ ᠪᠠᠶᠢᠬᠤ ᠶ᠋ᠢ ᠪᠦᠦ ᠮᠡᠳᠡ
ᠨᠣᠲ
ᠲᠤᠰᠢᠶᠠᠬᠤ
ᠨᠡᠶᠢᠲᠡ

0

ᠰᠡᠳᠭᠢᠭᠳᠡᠯ
ᠲᠠᠢ
×
×