ᠲᠠᠨᠢᠯᠴᠠᠭᠤᠯᠭ᠎ᠠ
ᠴᠡᠴᠡᠭ ᠦᠨ ᠡᠷᠢᠬᠡ
ᠡᠵᠢ ᠡ
ᠲᠠᠨ ᠤ
ᠴᠠᠰᠤᠳᠣ ᠴᠠᠭᠠᠨ ᠭᠠᠨᠳᠢᠭ ᠦᠯᠮᠡᠢ ᠳ᠋ᠥ ᠲᠠᠨᠢ
ᠴᠡᠴᠡᠬᠡᠨ ᠡᠷᠢᠬᠡ ᠡᠷᠬᠦᠶ᠎ᠡᠭᠡᠵᠤ
ᠴᠡᠴᠡᠭ ᠲᠡᠭᠦᠯ᠎ᠡ
ᠲᠠᠨ ᠤ
ᠰᠠᠶᠢᠬᠠᠨ ᠰᠡᠳᠬᠢᠯ ᠢᠶ᠋ᠡᠨ ᠣᠯᠳᠠᠭ ᠪᠠᠶᠢᠭᠰᠠᠨ ᠨᠤᠮᠢᠨ ᠲᠠᠯ᠎ᠠ ᠡᠴᠠ
ᠰᠠᠶᠢᠨ ᠮᠠᠭᠤ ᠶ᠋ᠢ ᠢᠯᠭᠠᠯ ᠦᠭᠡᠢᠰᠡᠷᠢᠬᠦᠴᠡᠬᠦᠯᠳᠡᠭ
ᠡᠬᠦᠯᠡᠨ ᠰᠡᠬᠦᠳᠡᠷ ᠲᠤᠤᠷ᠎ᠠ ᠡᠴᠠ
ᠡᠵᠡᠬᠦᠢ ᠳ᠋ᠥ ᠮᠢᠨᠢ ᠮᠢᠨᠤ ᠲᠠᠭᠤᠣ ᠶ᠋ᠢ ᠰᠣᠨᠤᠰᠳᠠᠭ
ᠡᠷᠬᠡ ᠲᠠᠩᠬᠠᠢ ᠴᠡᠩᠬᠡᠷ ᠭᠤᠷᠤᠬ᠎ᠠ ᠶ᠋ᠢᠨ ᠬᠦᠪᠡᠭᠡᠨ ᠡᠴᠡ
ᠴᠡᠴᠡᠭ ᠲᠡᠬᠦᠯ᠎ᠡ
ᠴᠡᠴᠡᠭ ᠲᠡᠭᠦᠬᠦ ᠳᠡᠭᠡᠨ ᠪᠢ
ᠤᠬᠢᠯᠠᠵᠤ ᠲᠡᠭᠦᠯ᠎ᠡ
ᠤᠨᠠᠭᠰᠠᠨ ᠬᠠᠷᠠᠭᠤᠰᠣᠯ ᠤᠨ ᠨᠢᠯᠪᠤᠰᠣ
ᠤᠨᠤᠭᠰᠠᠨ ᠴᠡᠴᠡᠭ ᠪᠦᠷᠢ ᠶ᠋ᠢ ᠣᠯᠵᠤ ᠲᠡᠭᠦᠯ᠎ᠡ
ᠲᠠᠨ ᠳ᠋ᠠᠭᠠᠨ ᠴᠡᠴᠡᠭᠬᠡᠨ ᠡᠷᠢᠬᠡ ᠭᠡᠬᠦ ᠳ᠋ᠥ
ᠨᠢᠭᠡᠨ ᠵᠣᠨ ᠤ ᠬᠢ ᠪᠠᠶᠢᠳᠤᠭᠠᠢ
ᠨᠢᠭᠡᠨ ᠵᠠᠭᠤᠨ ᠤ ᠴᠡᠴᠡᠭᠡᠰ ᠴᠦ ᠦᠯᠦ ᠬᠦᠷᠦᠯᠴᠡᠨ᠎ᠡ
ᠰᠠᠶᠢᠬᠠᠨ ᠡᠵᠢ ᠮᠢᠨᠢ
ᠰᠠᠨᠴᠢᠭ ᠲᠠᠭᠠᠨ ᠦᠨᠦᠴᠢᠨ ᠬᠢᠷᠠᠭᠤ ᠦᠭᠡᠢ ᠡᠬᠡ ᠮᠢᠨᠢ
ᠤᠷᠴᠢᠯᠡᠩ ᠤᠨ ᠦᠨᠡᠨ ᠮᠦᠩᠬᠡ ᠶ᠋ᠢᠨ ᠰᠦᠨᠢ ᠲᠤᠮᠳᠠᠭᠤᠷ
ᠤᠳᠣᠯ᠎ᠠ ᠭᠡᠵᠤ ᠤᠬᠢᠯᠠᠯ᠎ᠠ
ᠤᠳᠣᠳ ᠭᠡᠶᠢᠰᠣᠭᠰᠡᠨ ᠦᠬᠦᠯ ᠦᠨ ᠬᠠᠷ᠎ᠠ ᠰᠢᠭᠤᠷᠬᠭᠠᠨ ᠳ᠋ᠥ
ᠤᠰᠬᠤᠯ᠎ᠠ ᠭᠡᠵᠤ ᠬᠠᠶᠢᠯᠠᠯ᠎ᠠ
ᠮᠢᠩᠭᠠᠨ ᠦᠨᠳᠦᠰᠦᠳᠡᠨ ᠦ ᠦᠵᠦᠬᠦᠷ ᠪᠦᠬᠦᠨ ᠳ᠋ᠥ ᠰᠢᠩᠬᠡᠵᠤ
ᠮᠠᠨᠳᠤᠬᠣ ᠨᠠᠷᠠᠨ ᠤ ᠵᠦᠭ ᠤᠷᠭᠤᠨ᠎ᠠ ᠭᠡᠵᠤ ᠠᠭᠤᠵᠢᠷᠠᠯ᠎ᠠ
ᠡᠩᠬᠡ ᠰᠢᠷᠭᠠᠯ ᠦᠤᠷ ᠲᠤ ‍ᠭᠬᠢᠷᠳᠤᠰᠢ ᠦᠭᠡᠢ ᠴᠠᠭᠠᠨ ᠴᠣᠯᠮᠣᠨ ᠪᠠᠶᠢᠵᠤ
ᠡᠬᠢᠯᠡᠯ ᠪᠦᠬᠦᠨ ᠦ ᠮᠠᠩᠯᠠᠢ ᠳ᠋ᠥ ᠭᠢᠯᠠᠯᠵᠠᠨ᠎ᠠᠭᠡᠵᠤ ᠲᠠᠶᠢᠳᠬᠤᠷᠠᠯ᠎ᠠ
ᠡᠵᠢ ᠮᠢᠨᠢ ᠲᠠ
ᠬᠠᠭᠠᠴᠠᠯ ᠢᠶᠠᠷ ᠴᠢᠯᠠᠭᠤᠵᠢᠭᠰᠠᠨ ᠠᠶᠠᠯᠭᠤ
ᠬᠠᠯᠠᠭᠤᠨ ᠢᠶᠠᠷ ᠴᠠᠷᠴᠠᠭᠰᠠᠨ ᠰᠦ
ᠡᠵᠢ ᠡ
ᠪᠢ
ᠲᠠᠨ ᠤ ᠦᠷᠭᠦᠯᠵᠢᠯᠡᠯᠯ
 ᠁
ᠨᠣᠲ
ᠲᠤᠰᠢᠶᠠᠬᠤ
ᠨᠡᠶᠢᠲᠡ

0

ᠰᠡᠳᠭᠢᠭᠳᠡᠯ
ᠲᠠᠢ
×
×